ᠲᠠᠨᠢᠯᠴᠠᠭᠤᠯᠭ᠎ᠠ
ᠠᠪᠤ᠋ ᠳ᠋ᠠᠭᠠᠨ
       ᠴᠤᠣᠳᠠᠯ ᠤᠨ ᠬᠤᠯᠠᠨ
ᠰᠠᠶᠢᠬᠠᠨ ᠵᠠᠯᠠᠭᠤ ᠠᠪᠤ᠋ ᠶ᠋ᠢᠨ ᠢᠶ᠋ᠡᠨ ᠲᠡᠷᠢᠬᠦᠨ ᠳ᠋ᠥ
ᠪᠤᠭᠣᠷᠤᠯ ᠤᠷᠣᠭᠰᠠᠨ ᠢ ᠠᠩᠬ᠎ᠠ ᠦᠵᠡᠭᠡᠳ
ᠰᠠᠪᠠᠭ᠎ᠠ ᠦᠭᠡᠢ ᠲᠤᠮᠤᠭ᠎ᠠ ᠦᠭᠡᠢ
ᠬᠡᠤᠬᠡᠳ ᠨᠠᠰᠤ ᠪᠠᠨ ᠪᠢ
ᠲᠡᠷᠡ ᠵᠢᠯ ᠦᠨ ᠬᠢᠨᠢ
ᠰᠢᠪᠠᠭᠤᠳ ᠲᠠᠢ ᠬᠠᠮᠳᠤ ᠪᠤᠴᠠᠭᠠᠭᠰᠠᠨ
ᠰᠠᠨᠴᠢᠭ ᠲᠣ ᠨᠢ ᠨᠡᠮᠡᠬᠦ
ᠮᠦᠩᠬᠦᠨ ᠰᠣᠷ ᠤᠨ ᠲᠤᠭᠠᠯᠠᠭ᠎ᠠ ᠪᠠᠷ
ᠵᠢᠷᠭᠠᠨ᠎ᠠ ᠳ᠋ᠠ ᠲᠡᠭᠡᠪᠡᠯ ᠭᠡᠬᠦ ᠳ᠋ᠥ
ᠰᠠᠨᠠᠭᠰᠠᠨ ᠢᠶᠠᠷ ᠲᠠᠩᠴᠤ ᠪᠣᠯᠬᠤ
ᠦᠭᠡᠢ ᠶᠠᠪᠤᠨ᠎ᠠ ᠠᠪᠤ᠋ ᠡ
ᠪᠦᠪᠡᠢ ᠲᠠᠢ ᠬᠤᠩᠭᠣᠷ ᠡᠵᠢ ᠶ᠋ᠢᠨ
ᠲᠤᠬᠠᠢ ᠮᠡᠳᠡᠭᠡᠵᠢ ᠤᠯᠠᠨ
ᠪᠦᠳᠡᠬᠢᠬᠡᠩᠠᠷᠳᠠᠭ ᠵᠢᠷᠤᠭ ᠰᠢᠭ
ᠰᠠᠨᠠᠭ᠎ᠠ ᠲᠠᠢ ᠭᠡᠳᠡᠭ ᠠᠯᠳᠠᠭ᠎ᠠ ᠰᠢᠭ᠋
ᠪᠦᠬᠦᠶᠢᠯᠡ ᠤᠷᠴᠢᠯᠡᠩ ᠳ᠋ᠥ ᠬᠠᠷᠢᠨ
ᠠᠪᠤ᠋ ᠶ᠋ᠢᠨᠠᠴᠢ ᠭᠡᠵᠤ ᠳᠠᠭᠤᠯᠠᠳᠠᠭ ᠦᠭᠡᠢ
ᠪᠦᠭᠦᠳᠡ ᠶ᠋ᠢᠨ ᠬᠢᠨᠢ ᠠᠪᠤ᠋ ᠶᠠᠮᠠᠷ ᠮᠢᠨᠤ
ᠠᠪᠤ᠋ ᠰᠢᠭ ᠪᠢᠰᠢ ᠳ᠋ᠧ
ᠠᠮᠳᠠᠳᠠᠨ ᠵᠦᠬᠡᠯᠡᠨ ᠬᠤᠶᠠᠷ ᠢᠶᠡᠨ
ᠪᠢᠯᠬᠠᠷᠠᠭᠤᠯᠳᠠᠭ ᠮᠠᠭᠤ ᠡᠵᠢ ᠮᠢᠨᠢ
ᠠᠶᠢᠯ ᠤᠨ ᠲᠠᠪᠠᠭ ᠲᠣ ᠪᠠᠨ ᠰᠢᠬᠢᠷ ᠬᠠᠷᠮᠠᠯᠠᠵᠤ
ᠰᠢᠷ᠎ᠠ ᠪᠠᠨ ᠪᠤᠯᠭᠤᠭᠠᠨ᠎ᠠ
ᠠᠪᠤ᠋ ᠮᠢᠨᠢ ᠲᠡᠭᠡᠬᠦ ᠦᠭᠡᠢ
ᠠᠯᠠᠭ ᠴᠢᠯᠠᠭᠤ ᠬᠡᠭᠡᠷ᠎ᠡ ᠡᠴᠡ ᠬᠤᠷᠮᠤᠶᠢᠯᠠᠵᠤ
ᠬᠦᠤ ᠳ᠋ᠡᠭᠡᠨ ᠵᠢᠰᠦᠯᠡᠬᠦᠯᠵᠤ
ᠠᠯᠤᠰ ᠵᠠᠮ ᠠᠭᠤᠯᠠᠰ ᠤᠨ ᠨᠡᠷ᠎ᠡ ᠲᠤᠭᠳᠠᠭᠠᠯᠭᠠᠵᠤ
ᠤᠬᠠᠭᠠᠨ ᠨᠡᠮᠡᠨ᠎ᠡ
ᠡᠭᠡᠳᠡᠷᠡᠭᠡᠨᠳᠤ ᠮᠢᠩᠭᠠᠨ ᠬᠠᠷᠭᠤᠢ
ᠲᠦᠷᠦᠭᠰᠡᠨ ᠭᠡᠷ ᠦᠨ ᠭᠠᠳᠠᠨ᠎ᠠ ᠡᠴᠠ ᠡᠬᠢᠯᠡᠵᠤ
ᠡᠮᠡᠭᠡᠯ ᠲᠡᠭᠡᠷ᠎ᠡ ᠪᠡᠨ ᠰᠣᠶᠤᠮᠪᠦ ᠲᠠᠢ ᠤᠨᠠᠭᠠᠨ ᠬᠦᠯᠥᠭ ᠦᠨ
ᠨᠢᠷᠤᠭᠤᠨ ᠳ᠋ᠥ ᠠᠩᠬ᠎ᠠ ᠭᠠᠷᠬᠤ ᠳ᠋ᠥ
ᠰᠠᠨᠰᠠᠷ ᠲᠣ ᠬᠦᠨ ᠨᠢᠰᠬᠦ ᠶᠤᠮ ᠰᠢᠭ ᠰᠠᠨᠠᠵᠤ ᠡᠵᠢ ᠨᠠᠷ
ᠰᠠᠴᠤᠯᠢ ᠪᠠᠨ ᠡᠷᠬᠦᠵᠤ ᠬᠦᠶᠦᠯᠳᠦᠳᠡᠭ
ᠰᠠᠭᠠᠬᠠᠯᠲᠠ ᠤᠷᠤᠭᠠᠳ ᠡᠷᠬᠢᠬᠦ ᠶᠤᠮ ᠰᠢᠭ ᠡᠵᠢ ᠨᠢ
ᠲᠤᠩᠬᠤ ᠶ᠋ᠢ ᠨᠢ ᠭᠠᠭᠴᠠ ᠦᠨᠦᠷᠯᠡᠳᠡᠭ
ᠠᠳᠭᠠᠵᠤ ᠡᠵᠢ ᠨᠠᠷ ᠡᠳᠤᠷᠵᠢᠨ ᠷᠠᠳᠢᠦ ᠰᠢᠭ᠋ ᠦᠭᠡᠯᠡᠨ᠎ᠡ
ᠠᠮᠢᠳᠤᠷᠠᠯ ᠵᠦᠪᠬᠡᠨ ᠦᠨᠡᠨ ᠢ ᠬᠡᠯᠡᠬᠦ ᠬᠡᠵᠤ ᠠᠪᠤ᠋ ᠨᠠᠷ
ᠰᠤᠮᠣ ᠶ᠋ᠢᠨ ᠦᠵᠡᠯ ᠰᠢᠭ ᠬᠠᠶᠠ ᠲᠤᠭᠤᠷᠤᠨ᠎ᠠ
ᠪᠡᠶ᠎ᠡ ᠡᠪᠡᠳᠦᠯ᠎ᠡ ᠭᠡᠳ ᠡᠵᠢ ᠨᠠᠷ ᠬᠡᠤᠬᠡᠳ ᠢᠶᠡᠨ
ᠠᠷᠭ᠎ᠠ ᠦᠭᠡᠢ ᠨᠢᠭᠡ ᠠᠶᠤᠯᠭᠠᠳᠠᠭ
ᠪᠢᠳᠡᠬᠦᠬᠡᠨ ᠲᠤᠳᠤᠷ᠎ᠠ ᠡᠴᠠ ᠪᠠᠨ ᠨᠤᠷᠠᠵᠤ
ᠠᠪᠤ᠋ ᠨᠠᠷ ᠴᠢᠮᠡᠭᠡ ᠦᠭᠡᠶᠢᠬᠡᠨ ᠦᠳᠡᠯᠳᠡᠭ
ᠦᠬᠦᠵᠤ ᠪᠤᠯᠳᠠᠭ ᠦᠭᠡᠢ
ᠲᠤᠰᠢᠶᠠᠯ ᠠᠪᠤᠭᠰᠠᠨᠴᠡᠷᠢᠭ ᠰᠢᠭ ᠲᠡᠳᠡ
ᠦᠷᠡᠰ ᠨᠢ ᠬᠥᠯ ᠢᠶ᠋ᠡᠨ ᠤᠯᠲᠠᠯ᠎ᠠ ᠴᠤ‍
ᠡᠷᠡᠬᠦᠯ ᠪᠤᠯᠵᠤ ᠵᠦᠴᠦᠭᠡᠯᠡᠳᠡᠭ
ᠠᠴᠢ ᠲᠠᠨᠢ ᠬᠠᠷᠢᠭᠤᠯᠤᠨ᠎ᠠ ᠭᠡᠵᠤ
ᠤᠯᠠᠨ ᠵᠢᠯ ᠪᠢ ᠬᠤᠳᠠᠯ ᠶᠠᠷᠢᠯ᠎ᠠ
ᠠᠴᠢ ᠶ᠋ᠢ ᠨᠢ ᠭᠠᠷᠭᠠᠵᠤ ᠦᠭᠬᠦᠴᠢᠬᠡᠭᠡᠳ ᠬᠠᠷᠢᠨ ᠨᠢᠭᠡ ᠶᠡᠭᠡ ᠭᠠᠪᠢᠶᠠᠳᠠᠨ ᠶᠤᠮ ᠰᠢᠭ
ᠰᠦᠭᠡᠭ ᠰᠦᠭᠡᠭ ᠭᠡᠵᠤ ᠬᠡᠪᠳᠡᠬᠦᠯᠥᠭᠡᠳ
ᠨᠤᠮᠤᠬᠠᠨ ᠲᠡᠮᠡᠭᠡ ᠶ᠋ᠢ ᠨᠤᠤᠯᠠᠭᠤᠯᠬᠤ ᠮᠡᠳᠣ
ᠰᠦᠭᠡᠰᠭᠡᠷ ᠬᠡᠳᠤᠨ ᠪᠠᠴᠠᠭᠠᠨ ᠤ ᠡᠮᠤᠨ᠎ᠡ
ᠬᠦᠭᠰᠢᠨ ᠠᠪᠤ᠋ ᠶ᠋ᠢ ᠪᠡᠨ ᠮᠦᠯᠬᠦᠬᠦᠯᠥᠯ᠎ᠡ
ᠭᠠᠷ ᠢᠶᠡᠨ ᠡᠷᠬᠦᠵᠤ ᠲᠠᠶᠢᠰᠣᠨ ᠳ᠋ᠥ ᠪᠡᠨ
ᠦᠭᠡ ᠲᠠᠭᠤ ᠦᠭᠡᠢ ᠪᠠᠭᠤᠵᠤ ᠥᠭᠬᠦ ᠮᠡᠳᠣ
ᠭᠠᠷᠴᠠᠭ᠎ᠠ ᠦᠭᠡᠢ ᠲᠤᠮᠤ ᠠᠯᠠᠭ᠎ᠠ ᠪᠠᠨ
ᠲᠡᠯᠭᠡᠵᠤ ᠲᠠ ᠲᠡᠳᠡᠨ ᠢ ᠪᠡᠨ ᠬᠦᠳᠦᠯᠥᠨ᠎ᠡ
ᠭᠠᠷᠠᠭ ᠲᠡᠯᠡᠭᠡᠢ ᠳ᠋ᠥ ᠤᠶᠠᠩᠭᠠᠳᠠᠢ
ᠡᠶᠢᠮᠤ ᠨᠠᠶᠢᠷᠠᠭᠴᠢ ᠪᠠᠶᠢᠳᠠᠯ᠎ᠠ ᠪᠠᠨ
ᠭᠠᠩᠭᠠᠨᠠᠭᠰᠠᠨ ᠬᠡᠳᠤᠨ ᠵᠢᠭᠡ ᠲᠠᠢ
ᠪᠠᠨ ᠬᠡᠳᠤᠨᠳᠡ ᠬᠡᠯᠡ ᠳ᠋ᠥ ᠤᠷᠣᠨ᠎ᠠ
ᠭᠠᠳᠠᠭ᠎ᠠ ᠨᠠᠪᠴᠢᠰ ᠤᠨᠠᠵᠤ ᠣᠨ ᠵᠢᠯ
ᠪᠢᠳᠡᠨ ᠢ ᠤᠨᠠᠭᠰᠠᠨ ᠨᠠᠪᠴᠢ ᠰᠢᠭ ᠤᠷᠬᠢᠵᠤ
ᠭᠠᠶᠢᠭᠤᠢ ᠳ᠋ᠠ ᠪᠢ ᠠᠪᠤ᠋ ᠶ᠋ᠢ ᠪᠡᠨ ᠵᠢᠷᠭᠠᠵᠤ
ᠠᠮᠵᠢᠨ᠎ᠠ ᠭᠡᠵᠤ ᠦᠪᠡᠷ ᠢ ᠪᠡᠨ ᠬᠠᠭᠤᠷᠠᠨ᠎ᠠ
ᠭᠠᠭᠴᠠᠬᠠᠨ ᠵᠢᠷᠤᠬᠡᠨ ᠤ ᠲᠠᠨᠢ
ᠴᠣᠬᠢᠯᠲᠠ ᠨᠠᠮᠠᠢ ᠵᠢᠮᠡᠯᠡᠨ ᠯᠤᠭᠰᠢᠵᠤ
ᠭᠠᠵᠠᠷ ᠲᠡᠭᠡᠷ᠎ᠡ ᠠᠪᠤ᠋ ᠮᠢᠨᠢ
ᠬᠦᠷᠳᠡᠯ᠎ᠡ ᠦᠪᠯᠡᠭᠰᠡᠨ
ᠬᠠᠵᠠᠶᠢᠯᠭᠠᠵᠤ ᠪᠤᠯᠠᠬᠤ ᠦᠬᠡᠢ ᠲᠢᠳᠢᠮ
ᠰᠢᠭ ᠨᠡᠷ᠎ᠡ ᠪᠡᠷ ᠴᠢᠨᠢ ᠪᠢ ᠤᠪᠤᠭᠯᠠᠭᠰᠠᠨ
ᠬᠠᠯᠠᠭᠤᠨ ᠵᠢᠷᠤᠬᠡᠨ ᠤ ᠤᠶᠠᠷᠠᠯ ᠬᠠᠶᠢᠷ᠎ᠠ
ᠭᠤᠨᠢᠭ ᠢ ᠴᠢᠨᠢ ᠬᠦᠷᠳᠡᠯ᠎ᠡ ᠦᠪᠯᠠᠭᠰᠠᠨ
ᠦᠷᠭᠡᠰᠣᠳᠤ ᠤᠷᠴᠢᠯᠠᠩ ᠳ᠋ᠥ ᠪᠦᠳᠦᠴᠢᠬᠡᠳ
ᠤᠬᠢᠯᠠᠵᠤ ᠰᠠᠭᠤᠬᠤ ᠶ᠋ᠢᠨ ᠴᠠᠭ ᠲᠣ
ᠦᠯᠥᠭᠡᠢ ᠶ᠋ᠢ ᠮᠢᠨᠢ ᠰᠡᠶᠢᠯᠥᠭᠰᠡᠨ ᠠᠪᠤ᠋
ᠲᠠᠢ ᠪᠣᠯᠬᠤ ᠪᠠᠷ ᠠᠮᠢᠳᠣ ᠶᠠᠪᠤᠵᠣ ᠴᠢᠳᠠᠳᠠᠭ ᠡ
ᠨᠣᠲ
ᠲᠤᠰᠢᠶᠠᠬᠤ
ᠨᠡᠶᠢᠲᠡ

0

ᠰᠡᠳᠭᠢᠭᠳᠡᠯ
ᠲᠠᠢ
×
×