ᠲᠠᠨᠢᠯᠴᠠᠭᠤᠯᠭ᠎ᠠ
ᠬᠦᠳᠡᠭᠡ ᠭᠡᠷ ᠲᠣ ᠪᠠᠨ
              ᠰᠡᠴᠡᠨᠪᠠᠭᠠᠳᠣᠷ
ᠬᠦᠬᠡ ᠲᠡᠭᠷᠢ ᠶ᠋ᠢᠨ ᠲᠤᠤᠷᠠᠬᠢ
ᠬᠦᠬᠡᠮᠳᠦᠭ ᠠᠭᠤᠯᠠᠨ ᠤ ᠨᠠᠭᠠᠨᠠᠬᠢ
ᠮᠦᠩᠬᠦᠨ ᠴᠠᠭᠠᠨ ᠬᠤᠨ ᠰᠢᠭ
ᠮᠢᠨᠤ ᠭᠡᠷ ᠴᠠᠶᠢᠷᠠᠵᠤ ᠪᠠᠶᠢᠨ᠎ᠠ
ᠡᠵᠢ ᠶ᠋ᠢᠨ ᠬᠠᠯᠠᠭᠤᠨ ᠪᠦᠭᠡᠪᠡᠶᠢᠯᠡᠯ ᠢᠶ᠋ᠡᠷ
ᠬᠦᠳᠡᠭᠡ ᠭᠡᠷ ᠲᠣ ᠪᠠᠨ ᠦᠰᠦᠭᠡᠳ
ᠡᠷᠳᠡᠮ ᠦᠨ ᠪᠤᠱᠣᠭ᠎ᠠ ᠶ᠋ᠢ ᠠᠯᠬᠤᠬᠤ ᠪᠡᠷ
ᠡᠨᠳᠡ ᠡᠴᠡ ᠪᠢ ᠮᠤᠷᠳᠠᠭᠠᠳ
ᠪᠤᠷᠭᠠᠰᠣᠨ ᠮᠣᠷᠢ ᠪᠠᠨ ᠵᠠᠶᠢᠳᠠᠯᠤᠭᠠᠳ
ᠪᠤᠳᠠᠷᠠᠭᠤᠯᠵᠤ ᠶᠠᠪᠤᠳᠠᠭ ᠨᠠᠶᠢᠵᠠ ᠨᠠᠷ ᠲᠠᠢ ᠪᠠᠨ
ᠪᠤᠯᠠᠭᠠᠷᠢ ᠭᠤᠳᠣᠯ ᠢᠶᠡᠨ ᠬᠠᠭᠵᠢᠯᠠᠭᠠᠳ
ᠪᠠᠷᠢᠯᠳᠤᠵᠣ ᠦᠵᠡᠭᠰᠡᠨ ᠨᠦᠬᠦᠳ ᠲᠠᠢ ᠪᠠᠨ
ᠰᠢᠨ᠎ᠡ ᠴᠤᠩᠬᠣ ᠲᠠᠢ ᠲᠠᠩᠬᠢᠮ ᠳ᠋ᠥ ᠪᠡᠨ
ᠰᠢᠨᠡᠬᠡᠨ ᠲᠡᠪᠳᠡᠷ ᠢᠶ᠋ᠡᠨ ᠲᠡᠯᠭᠡᠵᠤ ᠪᠠᠶᠢᠨ᠎ᠠ
ᠰᠢᠷᠡᠭᠡ ᠮᠦᠷᠯᠡᠨ ᠰᠠᠭᠤᠭᠠᠳ
ᠰᠢᠮᠳᠡᠨ ᠰᠤᠷᠬᠣ ᠪᠠᠷ ᠴᠢᠷᠮᠠᠶᠢᠵᠤ ᠪᠠᠶᠢᠨ᠎ᠠ
ᠠᠴᠢᠲᠣ ᠪᠠᠭᠰᠢ ᠶ᠋ᠢᠨ ᠵᠢᠭᠠᠭᠰᠠᠨ
ᠠᠩᠬᠠᠨ ᠤ ᠬᠢᠴᠢᠶᠡᠯ ᠦᠨ ᠰᠣᠨᠤᠰᠴᠣ ᠪᠠᠶᠢᠨ᠎ᠠ
ᠠᠰᠬᠠᠨ ᠮᠣᠷᠤᠢ ᠡᠷᠢᠶᠡᠴᠢᠭᠰᠡᠭᠡᠷ
ᠠᠷ ᠲᠠᠢ ᠴᠠᠭᠠᠨᠰᠣᠳᠨᠠᠮ ᠳ᠋ᠥ ᠲᠠᠰᠴᠤ ᠪᠠᠶᠢᠨ᠎ᠠ
ᠨᠠᠮᠤᠷ ᠤᠨ ᠭᠠᠯᠠᠭᠣᠨ ᠤ ᠲᠠᠭᠤ ᠰᠢᠭ
ᠲᠠᠭᠠᠳᠠᠢ ᠬᠢᠴᠢᠶᠡᠯ ᠢ ᠤ ᠤᠩᠰᠢᠵᠤ ᠪᠠᠶᠢᠨ᠎ᠠ
ᠨᠠᠷᠠ ᠲᠠᠢ ᠤᠷᠣᠯᠳᠤᠨ ᠪᠤᠰᠣᠭᠠᠳ
ᠲᠠᠮᠢᠷ ᠤᠨ ᠲᠠᠯᠠᠪᠤᠷ ᠲᠣ ᠮᠦᠷᠢᠯᠡᠵᠤ ᠪᠠᠶᠢᠨ᠎ᠠ
ᠵᠤᠨ ᠡᠪᠦᠯ ᠦᠨ ᠠᠮᠠᠷᠠᠯᠲᠠ ᠪᠠᠷ
ᠬᠦᠳᠡᠭᠡ ᠭᠡᠷ ᠲᠣ ᠪᠠᠨ ᠤᠴᠢᠨ᠎ᠠ ᠪᠢ
ᠵᠠᠭᠤᠨ ᠬᠤᠪᠢ ᠪᠠᠨ ᠭᠠᠶᠢᠬᠠᠭᠤᠯᠣᠭᠠᠳ
ᠡᠵᠢ ᠪᠡᠷ ᠢᠶ᠋ᠡᠨ ᠪᠢ ᠦᠨᠦᠰᠦᠬᠦᠯᠥᠨ᠎ᠡ ᠪᠢ
ᠨᠣᠲ
ᠲᠤᠰᠢᠶᠠᠬᠤ
ᠨᠡᠶᠢᠲᠡ

0

ᠰᠡᠳᠭᠢᠭᠳᠡᠯ
ᠲᠠᠢ
×
×