ᠲᠠᠨᠢᠯᠴᠠᠭᠤᠯᠭ᠎ᠠ
ᠡᠬᠡ ᠶ᠋ᠢᠨ ᠰᠡᠳᠬᠢᠯ
ᠫ ᠂ ᠪᠠᠳᠢᠷᠴᠢ ᠶ᠋ᠢᠨ ᠰᠢᠯᠥᠭ
ᠡᠵᠢ ᠨᠢ ᠮᠢᠨᠤ ᠮᠠᠭᠤ ᠬᠦᠤ ᠪᠠᠨ ᠶᠡᠬᠡ ᠮᠠᠭᠤ ᠪᠠᠷ ᠵᠡᠬᠦᠳ᠋ᠦᠯᠡᠯ᠎ᠡ
ᠡᠶ᠋ᠢᠮᠤ ᠠᠶᠤᠮᠠᠷ ᠵᠡᠬᠦᠳᠤ ᠨᠠᠶᠠ ᠨᠠᠰᠤᠯᠠᠬᠤ ᠳ᠋ᠥ ᠪᠡᠨ ᠵᠡᠬᠦᠳ᠋ᠦᠯᠡᠬᠡ ᠦᠭᠡᠢ ᠳ᠋ᠠ
ᠰᠠᠭᠠᠯᠢ ᠰᠦᠨ ᠳ᠋ᠥ ᠪᠡᠨ ᠲᠡᠪᠡᠯᠵᠡᠭᠰᠡᠨ ᠴᠦ
ᠰᠠᠨᠠᠭ᠎ᠠ ᠰᠡᠳᠬᠢᠯ ᠲᠡᠭᠡᠵᠡᠭᠡᠭᠰᠡᠨ ᠴᠦ
ᠰᠠᠷᠨᠢᠬᠤ ᠪᠤᠳᠣᠯ ᠤᠨ ᠦᠵᠦᠬᠦᠷ ᠡᠴᠡ ᠮᠠᠭᠤ ᠬᠦᠤ ᠭᠠᠷᠬᠤ ᠦᠭᠡᠢ ᠳ᠋ᠠ
ᠰᠠᠶ᠋ᠢᠬᠠᠨ ᠰᠢᠯᠥᠭ ᠪᠢᠴᠢᠵᠤ ᠭᠡᠨ᠎ᠡ ᠮᠢᠨᠤ ᠬᠦᠤ
ᠠᠮᠢᠳᠠᠨ ᠬᠦᠮᠣᠨ ᠤᠩᠰᠢᠵᠤ ᠪᠠᠶ᠋ᠢᠨ᠎ᠠ
ᠰᠠᠶ᠋ᠢᠬᠠᠨ ᠲᠠᠭᠤᠤ ᠵᠤᠬᠢᠶᠠᠵᠣ ᠭᠡᠨ᠎ᠡ ᠮᠢᠨᠤ ᠬᠦᠤ
ᠷᠠᠳᠢᠦ ᠪᠠᠷ ᠲᠠᠭᠤᠯᠠᠵᠤ ᠪᠠᠶ᠋ᠢᠨ᠎ᠠ ᠭᠡᠨ᠎ᠡ ᠯᠠ
ᠰᠠᠶ᠋ᠢᠨ ᠶᠠᠪᠤᠵᠣ ᠭᠡᠨ᠎ᠡ ᠮᠢᠨᠤ ᠬᠦᠤ
ᠠᠶᠠᠨ ᠵᠠᠮ ᠤᠨ ᠬᠡᠯᠡᠵᠤ ᠪᠠᠶ᠋ᠢᠨ᠎ᠠ
ᠮᠠᠭᠤ ᠶᠠᠪᠤᠨ᠎ᠠ ᠭᠡᠨ᠎ᠡ ᠮᠢᠨᠤ ᠬᠦᠤ
ᠠᠮᠠᠨ ᠤ ᠵᠤᠭ᠎ᠠ ᠶᠠᠷᠢᠵᠤ ᠪᠠᠶ᠋ᠢᠨ᠎ᠠ
ᠠᠯᠢᠨ ᠴᠦ ᠡᠵᠢ ᠳ᠋ᠥ ᠨᠢ ᠢᠯᠭᠠᠭ᠎ᠠ ᠦᠭᠡᠢ ᠳ᠋ᠧ
ᠠᠮᠢᠳᠣ ᠶᠠᠪᠤᠭ᠎ᠠ ᠴᠢᠨᠢ ᠡᠵᠢ ᠳ᠋ᠥ ᠪᠡᠨ
ᠠᠯᠳᠠᠷ ᠴᠢᠨᠢ ᠰᠢᠤ ᠳ᠋ᠧ
ᠡᠵᠢ ᠨᠢ ᠬᠦᠤ ᠪᠠᠨ ᠶᠡᠬᠡ ᠯᠠ ᠰᠠᠨᠠᠬᠤ ᠶᠤᠮᠳᠠ
ᠠᠷᠤᠭ ᠰᠠᠪᠠᠷ ᠬᠤᠶᠠᠷ ᠢᠶ᠋ᠡᠨ ᠵᠦᠷᠢᠬᠦᠯᠥᠨ ᠪᠠᠶ᠋ᠢᠵᠤ ᠪᠤᠳᠤᠬᠣ ᠶᠤᠮ
ᠠᠷᠭᠠᠯ ᠴᠢᠯᠠᠭᠤ ᠬᠤᠶᠠᠷ ᠢ ᠠᠨᠳᠠᠭᠤᠷᠠᠨ ᠲᠡᠬᠦᠵᠤ ᠰᠠᠨᠠᠬᠤ ᠶᠤᠮ
ᠠᠯᠠᠭ᠎ᠠ ᠡ ᠮᠢᠨᠤ ᠬᠦᠤ ᠠᠯᠠᠭ᠎ᠠ
ᠲᠡᠮᠡᠭᠡ ᠲᠡᠮᠡᠭᠡ ᠴᠠᠭᠠᠨ ᠡᠭᠦᠯᠡ ᠶ'‍ᠢ
ᠲᠡᠨᠳᠡ ᠪᠡᠨ ᠴᠠᠷᠴᠠᠳᠠᠯ᠎ᠠ ᠨᠢ ᠬᠠᠷᠠᠯ᠎ᠠ
ᠲᠡᠭᠷᠢ ᠶ᠋ᠢᠨ ᠶᠠᠭᠠᠨ ᠬᠠᠶᠠᠭ᠎ᠠ ᠶ'‍ᠢ
ᠴᠠᠪ ᠰᠠᠭᠤᠭᠳᠠᠯ᠎ᠠ ᠨᠢ ᠰᠢᠷᠳᠡᠯ᠎ᠡ
ᠬᠦᠮᠤᠨ ᠤ ᠬᠦᠤ ᠡᠵᠢ ᠳ᠋ᠥ ᠪᠡᠨ ᠢᠷᠡᠵᠤ ᠭᠡᠨ᠎ᠡ
ᠭᠤᠣᠯ ᠤᠰᠣ ᠪᠠᠷ ᠤ ᠨᠢᠭᠡ ᠨᠠᠶ᠋ᠢᠷ ᠨᠠᠭᠠᠳᠣᠮ
ᠮᠢᠨᠤ ᠬᠦᠤ ᠪᠤᠯᠬᠤᠷ ᠱᠤᠷᠤᠩ ᠳ᠋ᠥ ᠤᠷᠣᠵᠣ ᠭᠡᠨ᠎ᠡ
ᠭᠤᠣᠯ ᠤᠨ ᠭᠤᠪᠳᠣᠨ ᠬᠡᠯᠡᠵᠤ ᠪᠠᠶ᠋ᠢᠨ᠎ᠠ
ᠠᠢ ︕ ᠶᠠᠭᠠᠬᠢᠳᠠᠭ ᠶᠤᠮ ᠤᠷᠤᠭ᠎ᠠ ᠯᠠ ᠪᠢᠵᠡ
ᠭᠠᠳᠠᠭᠰᠢ ᠪᠠᠨ ᠪᠢ ᠬᠦᠤ ᠪᠠᠨ ᠦᠮᠦᠭᠡᠷᠡᠯ᠎ᠡ
ᠠᠮᠠ ᠨᠢ ᠴᠠᠩᠭᠠᠵᠤ ᠪᠠᠶ᠋ᠢᠭ᠎ᠠ ᠳ᠋ᠠ
ᠲᠤᠳᠤᠭᠰᠢ ᠪᠠᠨ ᠪᠢ ᠦᠮᠦᠯᠵᠡᠯ᠎ᠡ
ᠮᠢᠨᠤ ᠬᠦᠣ ᠴᠢᠨᠢ ᠡᠵᠢ ᠪᠡᠨ ᠭᠠᠯ ᠰᠢᠭ ᠵᠠᠯᠠᠭᠤᠬᠠᠨ ᠶᠠᠪᠤᠬᠤ ᠳ᠋ᠥ
ᠦᠰᠦᠷᠦᠭᠰᠡᠨ ᠣᠴᠢ ᠶᠤᠮ ᠰᠢᠤ ᠳ᠋ᠧ
ᠮᠢᠨᠤ ᠬᠦᠤ ᠴᠢᠨᠢ ᠡᠵᠢ ᠪᠡᠨ ᠭᠠᠭᠴᠠ ᠪᠡᠶ᠎ᠡ ᠽᠠᠨᠳ᠋ᠨ ᠶᠠᠪᠤᠬᠣ ᠳ᠋ᠥ
ᠲᠠᠰᠣᠷᠠᠭᠰᠠᠨ ᠨᠠᠪᠴᠢ ᠶᠤᠮ ᠰᠢᠤ ᠳ᠋ᠧ
ᠠᠯᠠᠭ ᠪᠦᠮᠪᠦᠭᠡᠯᠢᠭ ᠡᠷᠳᠡᠨᠢ ᠠᠯᠠᠭᠠᠨ ᠲᠡᠭᠡᠷ᠎ᠡ ᠪᠠᠶ᠋ᠢᠨ᠎ᠠ ᠭᠡᠵᠤ
ᠵᠦᠩᠨᠡᠬᠦᠯᠵᠤ ᠢᠷᠡᠭᠰᠡᠨ ᠭᠠᠭᠴᠠ ᠬᠦᠤ ᠶᠤᠮ ᠰᠠᠨ
 ᠠᠯᠳᠠᠨ ᠪᠦᠯᠵᠡᠭ ᠭᠠᠵᠠᠷ ᠡᠴᠠ ᠤᠯᠣᠭᠠᠳ
ᠠᠮᠠᠨ ᠳ᠋ᠥ ᠪᠡᠨ ᠡᠮᠬᠦᠳᠡᠯ᠎ᠡ ᠪᠡᠨ ᠵᠠᠯᠬᠢᠴᠢᠬᠠᠯ᠎ᠠ ᠭᠡᠵᠤ
ᠵᠡᠬᠦᠳ᠋ᠦᠯᠡᠬᠦᠯᠵᠤ ᠤᠯᠳᠠᠭᠰᠠᠨ ᠭᠠᠭᠴᠠ ᠦᠷ᠎ᠡ ᠶᠤᠮ ᠰᠠᠨ ᠳ᠋ᠠ
ᠶᠠᠳᠠᠵᠤ ᠶᠠᠪᠤᠭ᠎ᠠ ᠶᠤᠮ ᠪᠣᠯᠮᠢᠨᠤ ᠬᠦᠤ
ᠲᠡᠨᠳᠡ ᠪᠠᠶ᠋ᠢᠭᠠᠳ ᠶᠠᠭᠠᠬᠢᠬᠤ ᠨᠢ ᠶᠤᠮ ᠳ᠋ᠧ
ᠶᠠᠳᠠᠷᠠᠵᠤ ᠶᠠᠪᠤᠭ᠎ᠠ ᠶᠤᠮ ᠪᠣᠯ ᠮᠢᠨᠤ ᠬᠦᠤ
ᠲᠡᠨᠤᠵᠣ ᠶᠠᠪᠤᠭᠠᠳ ᠶᠠᠭᠤ ᠬᠢᠬᠦ ᠨᠢ ᠶᠤᠮ ᠳ᠋ᠧ
ᠡᠵᠢ ᠳ᠋ᠥ ᠪᠡᠨ ᠯᠠ ᠬᠦᠷᠦᠭᠡᠳ ᠢᠷ᠎ᠡ
ᠬᠦᠮᠤᠨ ᠤ ᠨᠢᠳᠤᠨ ᠪᠣᠯ
ᠬᠦᠭᠵᠢᠳᠡᠢ ᠬᠠᠳᠠ ᠰᠢᠭ ᠬᠦᠬᠡ ᠲᠤᠯᠣᠭᠠᠢ ᠲᠠᠢ ᠬᠦᠭᠰᠢᠨ ᠮᠠᠭᠣ ᠬᠦᠤ ᠮᠢᠨᠢ
ᠡᠵᠢ ᠶ᠋ᠢᠨ ᠢᠶ᠋ᠡᠨ ᠨᠢᠳ᠋ᠦᠨ ᠳ᠋ᠥ ᠪᠣᠯ
ᠮᠠᠨᠴᠤᠢ ᠳ᠋ᠥ ᠪᠡᠨ ᠲᠡᠷᠪᠡᠯᠵᠡᠬᠦ ᠮᠢᠨᠳᠠᠰᠣ ᠴᠠᠭᠠᠨ ᠬᠦᠤ ᠮᠢᠨᠢ
ᠡᠵᠢ ᠳ᠋ᠥ ᠪᠡᠨ ᠢᠷ᠎ᠡ
ᠬᠥᠬᠥ ᠪᠡᠷ ᠮᠢᠨᠢ ᠴᠢᠮᠠᠶᠢ ᠲᠠᠯᠠᠯᠤᠶ᠎ᠠ
ᠦᠬᠦ ᠪᠡᠷ ᠢᠶ᠋ᠡᠨ ᠴᠢᠮᠠᠶᠢ ᠠᠶᠤᠯᠭᠠᠶ᠎ᠠ
ᠮᠢᠨᠤ ᠬᠦᠤ ᠡᠵᠢ ᠳᠡᠭᠡᠨ ᠢᠷ᠎ᠡ
ᠤᠬᠠᠭᠠᠨ ᠲᠠᠢ ᠳ᠋ᠠ ᠮᠢᠨᠤ ᠬᠥᠤ
ᠬᠤᠷᠤᠢ ᠬᠤᠷᠤᠢ ᠬᠤᠷᠤᠢ ᠁
ᠤᠨᠠᠭ᠎ᠠ ᠰᠢᠭ ᠡᠵᠢ ᠳᠡᠭᠡᠨ ᠲᠠᠪᠬᠢᠭᠠᠳ ᠢᠷ᠎ᠡ ᠮᠢᠨᠤ ᠬᠥᠤ
ᠭᠤᠷᠤᠢ ᠭᠤᠷᠤᠢ ᠭᠤᠷᠤᠢ ᠁
ᠨᠣᠲ
ᠲᠤᠰᠢᠶᠠᠬᠤ
ᠨᠡᠶᠢᠲᠡ

0

ᠰᠡᠳᠭᠢᠭᠳᠡᠯ
ᠲᠠᠢ
×
×